Altan Angir Buguivch ᠠᠯᠲᠠᠨ ᠠᠩᠭᠢᠷ ᠪᠠᠭᠤᠪᠴᠢ ᠡᠩᠬᠡ ᠲᠣᠬᠣᠢ ᠢᠢᠨ ᠤᠰᠤ ᠨᠢ ᠡᠷᠭᠢ ᠶᠠᠭᠤᠨ ᠤ ᠬᠦᠴᠦᠨ ᠳᠤ ᠪᠣᠢ ᠡᠨᠡ ᠪᠠᠢᠳᠠᠭ ᠯᠠ ᠬᠡᠦᠬᠡᠰ ᠨᠢ ᠡᠵᠢ ᠠᠪᠤ ᠢᠢᠨ ᠠᠴᠢ ᠪᠡᠷ ᠪᠣᠢ ᠠᠪᠳᠠᠷ ᠠ ᠳᠡᠭᠡᠷ ᠡ ᠪᠠᠨ ᠳᠠᠯᠪᠢᠬᠤ ᠠᠯᠲᠠᠨ ᠠᠩᠭᠢᠷ ᠪᠠᠭᠤᠪᠴᠢ ᠪᠣᠢ ᠠᠷᠪᠠᠨ ᠨᠠᠶᠮᠠᠨ ᠨᠠᠰᠤᠨ ᠳᠠᠭᠠᠨ ᠵᠡᠭᠦᠶ ᠡ ᠭᠡᠰᠡᠨ ᠯᠠ ᠪᠠᠭᠤᠪᠴᠢ ᠪᠣᠢ ᠬᠠᠢᠷᠴᠠᠭ ᠳᠡᠭᠡᠷ ᠡ ᠪᠡᠨ ᠲᠠᠯᠪᠢᠬᠤ ᠬᠠᠢᠷᠠᠲᠠᠢ ᠠᠩᠭᠢᠷ ᠪᠠᠭᠤᠪᠴᠢ ᠪᠣᠢ ᠬᠠᠷᠢ ᠢᠢᠨ ᠭᠠᠵᠠᠷ ᠵᠣᠷᠢᠬᠤ ᠳᠠᠭᠠᠨ ᠵᠡᠭᠦᠶ ᠡ ᠭᠡᠰᠡᠨ ᠯᠠ ᠪᠠᠭᠤᠪᠴᠢ ᠪᠣᠢ ᠵᠡᠭᠡᠷ ᠡ ᠢᠳᠡᠳᠡᠭ ᠡᠪᠡᠰᠦ ᠨᠢ ᠵᠡᠭᠳᠡ ᠲᠠᠭᠠᠨ᠎ᠠ ᠬᠣᠶᠠᠷ ᠪᠣᠢ ᠵᠡᠷᠭᠡ ᠢᠢᠨ ᠬᠣᠶᠠᠷ ᠬᠡᠦᠬᠡᠰ ᠲᠤ ᠢᠯᠭᠠᠭ᠎ᠠ ᠶᠠᠭᠤᠨ ᠳᠠᠭᠠᠨ ᠪᠠᠢᠬᠤ ᠪᠣᠢ ᠬᠣᠨᠢᠨ ᠢᠳᠡᠳᠡᠭ ᠡᠪᠡᠰᠦ ᠨᠢ ᠬᠣᠩᠬᠣ ᠱᠠᠭᠰᠢᠭ ᠬᠣᠶᠠᠷ ᠪᠣᠢ ᠬᠤᠷᠠᠭ ᠦᠨ ᠬᠣᠶᠠᠷ ᠬᠡᠦᠬᠡᠰ ᠲᠤ ᠬᠣᠪᠢᠲᠠᠢ ᠤᠴᠠᠷᠠᠯ ᠨᠢᠭᠡ ᠯᠠ ᠪᠣᠢ ᠠᠢᠳᠠᠮ ᠵᠠᠶᠠᠭ᠎ᠠ ᠵᠸ ᠬᠦᠢ ᠠᠰᠢᠲᠠ ᠢᠢᠨ ᠠᠮᠤᠷ ᠪᠣᠯᠲᠤᠭᠠᠢ